江格尔英雄赞 作词 : 安达组合 Anda union 作曲 : 叶尔克西/乌尼 ᠵᠠ ᠬᠡᠵᠢᠶᠡᠳᠡᠨ ᠴᠠᠭ ᠲᠤ ᠪᠤᠯᠬᠤᠯ᠎ᠠ ᠭᠠᠳᠠᠭᠠᠳᠦ ᠲᠠᠯᠠᠢ ᠬᠡᠳᠡᠭ ᠴᠢᠨᠢ ᠴᠠᠯᠴᠢᠭ ᠪᠠᠢᠭᠰᠠᠨ ᠴᠠᠭ ᠲᠤ ᠪᠢᠰᠢᠶᠥ ᠭᠠᠯᠪᠡᠷ ᠽᠠᠨᠳᠠᠨ ᠮᠤᠳᠤ ᠴᠢᠨᠢ ᠨᠤᠢᠳᠠᠨ ᠪᠠᠢᠭᠰᠠᠨ ᠴᠠᠭ ᠲᠤ ᠪᠢᠰᠢᠶᠥ ᠲᠠᠬᠢᠯ ᠵᠤᠯᠠ ᠬᠠᠭᠠᠨ ᠤ ᠵᠢᠴᠢ ᠲᠠᠩᠰᠤᠭ ᠪᠤᠮᠪᠠ ᠬᠠᠭᠠᠨ ᠤ ᠠᠴᠢ ᠦᠵᠦᠩ ᠠᠯᠳᠠᠷ ᠬᠠᠭᠠᠨ ᠤ ᠬᠦᠪᠡᠬᠦᠨ ᠦᠶ᠎ᠠ ᠶᠢᠨ ᠦᠨᠦᠴᠢᠨ ᠪᠤᠭᠳᠠ ᠨᠤᠶᠠᠨ ᠵᠢᠩᠭᠠᠷ ᠬᠡᠳᠡᠭ ᠬᠠᠭᠠᠨ ᠪᠠᠢᠭᠰᠠᠨ ᠰᠠᠨᠵᠠᠢ ᠪᠢᠰᠢᠶᠥ ᠵᠠ ᠪᠤᠭᠳᠠ ᠨᠤᠶᠠᠨ ᠵᠢᠩᠭᠠᠷ ᠬᠠᠭᠠᠨ ᠤ ᠠᠬᠠᠯᠠᠭᠠᠥᠨ ᠲᠦᠷᠦᠭᠰᠡᠨ ᠠᠷᠪᠡᠨ ᠬᠤᠶᠠᠷ ᠪᠠᠭᠠᠳᠤᠷ ᠢ ᠴᠢᠨᠢ ᠬᠡᠯᠡᠭᠡᠥᠨ ᠢᠷᠡᠳᠡᠭ ᠪᠤᠯᠬᠤᠯ᠎ᠠ ᠪᠤᠭᠳᠠ ᠨᠤᠶᠠᠨ ᠵᠢᠩᠭᠠᠷ ᠢ ᠴᠢᠨᠢ ᠵᠦᠪᠯᠡᠭᠴᠢ ᠪᠠᠶᠠᠨ ᠵᠦᠭ ᠦᠨ ᠠᠯᠳᠠᠨ ᠵᠢᠴᠢ ᠫᠠᠭᠪᠠ ᠬᠡᠳᠡᠭ ᠪᠠᠷᠠᠭᠤᠨ ᠪᠡᠶ᠎ᠡ ᠶᠢᠨ ᠪᠠᠭᠠᠳᠤᠷ  ᠤᠳ ᠢ ᠠᠬᠠᠯᠠᠭᠠᠥᠨ ᠰᠠᠭᠤᠪᠠ ᠬᠡᠨ᠎ᠠ ᠯᠠᠢ ᠵᠠ ᠬᠦᠨᠳᠥ ᠭᠠᠷ ᠲᠠᠢ ᠰᠠᠪᠠᠷ ᠢ ᠴᠢᠨᠢ ᠬᠡᠯᠡᠭᠡᠥᠨ ᠢᠷᠡᠳᠡᠭ ᠪᠤᠯᠬᠤᠯ᠎ᠠ ᠨᠠᠶᠠᠨ ᠨᠢᠭᠡᠨ ᠠᠯᠳᠠᠨ ᠡᠰᠢ ᠲᠠᠢ ᠰᠦᠬᠡ ᠨᠢ ᠡᠬᠢᠨ ᠡᠴᠡ ᠪᠡᠨ ᠬᠤᠭᠤᠷᠳᠠᠭ ᠦᠭᠡᠢ ᠵᠠᠯᠠᠭᠤ ᠬᠡᠳᠤᠢ ᠴᠢᠮᠠᠴᠢᠭᠡᠢ ᠴᠢᠬᠢᠷᠠᠭ ᠪᠤᠯᠪᠠᠴᠤ ᠮᠤᠷᠢᠨ ᠲᠡᠭᠡᠷ᠎ᠠ ᠨᠢ ᠤᠷᠭᠤᠳᠠᠭ ᠦᠭᠡᠢ ᠬᠦᠮᠦᠨ ᠦ ᠬᠦᠨᠳᠥ ᠭᠠᠷ ᠲᠠᠢ ᠰᠠᠪᠠᠷ ᠬᠡᠳᠡᠭ ᠪᠠᠭᠠᠳᠤᠷ ᠲᠠᠢ ᠯᠡ ᠰᠠᠨᠵᠠᠢ ᠬᠡᠨ᠎ᠡ ᠵᠠ ᠤᠷᠴᠢᠯᠡᠩ ᠦᠨ ᠰᠠᠢᠬᠠᠨ ᠯᠢᠭᠶᠡᠨ ᠢ ᠰᠤᠷᠠᠭᠠᠥᠨ ᠢᠷᠡᠳᠡᠭ ᠪᠤᠯᠬᠤᠯ᠎ᠠ ᠮᠦᠩᠭᠡ ᠬᠡᠭᠴᠢ ᠠᠭᠤᠯᠠ ᠪᠠᠨ ᠡᠵᠡᠨ ᠦᠭᠡᠢ ᠬᠠᠶᠠᠭᠠᠥᠨ ᠮᠢᠩᠭᠠᠨ ᠲᠦᠮᠡᠨ ᠠᠯᠪᠠᠳᠠᠨ ᠵᠢᠨᠨ ᠨᠣᠶᠠᠨ ᠦᠭᠡᠢ ᠬᠠᠶᠠᠭᠠᠥᠨ ᠴᠤᠤᠳᠠᠢ ᠴᠠᠭᠠᠨ ᠬᠠᠳᠤᠨ ᠵᠢᠨᠨ ᠵᠠᠯᠠᠭᠤ ᠦᠭᠡᠢ ᠬᠠᠶᠠᠭᠠᠥᠨ ᠴᠢᠰᠤᠨ ᠤᠯᠠᠭᠠᠨ ᠬᠡᠥᠬᠡᠥᠨ ᠵᠢᠨᠨ ᠡᠵᠡᠨ ᠦᠭᠡᠢ ᠬᠠᠶᠠᠭᠠᠥᠨ ᠠᠯᠳᠠᠨ ᠰᠢᠷᠭ᠎ᠠ ᠪᠠᠨ ᠲᠠᠭᠠᠭᠤᠯᠤᠭᠠᠤᠨ ᠠᠯᠳᠠᠷ ᠨᠤᠶᠠᠨ ᠵᠢᠩᠭᠠᠷ ᠲᠤ ᠦᠷᠭᠡᠨ ᠰᠠᠢᠬᠠᠨ ᠰᠦᠩᠴᠡᠢ ᠨᠢ ᠪᠤᠯᠥᠭ᠌ᠰᠠᠨ ᠶᠤᠮ ᠡ ᠰᠠᠨᠵᠠᠢ ᠬᠡᠨ᠎ᠡ ᠯᠠᠢ ᠵᠠ ᠰᠠᠯᠬᠢᠨ ᠲᠠᠪᠠᠭᠳᠤ ᠶᠢᠨ ᠲᠠᠷᠠᠭ᠎ᠠ ᠰᠠᠭᠤᠳᠠᠭ ᠪᠠᠭᠠᠳᠤᠷ ᠢ ᠴᠢᠨᠢ ᠬᠡᠯᠡᠭᠡᠥᠨ ᠢᠷᠡᠳᠡᠭ ᠪᠤᠯᠬᠤᠯ᠎ᠠ ᠰᠠᠷᠪᠠᠢᠵᠥ ᠠᠥᠠᠬᠤᠭᠰᠠᠨ ᠢᠶᠠᠨ ᠶᠠᠷᠤ ᠠᠴᠠ ᠪᠠᠨ ᠠᠯᠳᠠᠳᠠᠭ ᠦᠭᠡᠢ ᠰᠢᠷ᠎ᠠ ᠰᠦᠬᠡ ᠪᠡᠷ ᠴᠠᠪᠴᠢᠭᠰᠠᠨ   ᠢᠶᠡᠨ ᠶᠠᠷᠤ ᠠᠴᠠ ᠪᠠᠨ ᠦᠩᠭᠡᠷᠭᠡᠳᠡᠭ ᠦᠭᠡᠢ ᠡᠭᠦᠳᠡᠭᠴᠢ ᠪᠤᠷᠤ ᠮᠠᠩᠨᠡᠢ ᠭᠡᠳᠡᠭ ᠪᠠᠭᠠᠳᠤᠷ ᠰᠠᠭᠤᠳᠠᠭ ᠰᠠᠨᠵᠠᠢ ᠬᠡᠨ᠎ᠡ ᠯᠠᠢ ᠵᠠ ᠵᠡᠭᠦᠨ ᠪᠡᠶ᠎ᠠ ᠶᠢᠨ ᠰᠠᠭᠤᠳᠠᠭ ᠪᠠᠭᠠᠳᠤᠷ   ᠢ ᠴᠢᠨᠢ ᠬᠡᠯᠡᠭᠡᠥᠨ ᠢᠷᠡᠳᠡᠭ ᠪᠤᠯᠬᠤᠯ᠎ᠠ ᠪᠤᠭᠤᠷᠤᠯ ᠬᠠᠯᠵᠡᠨ ᠬᠦᠯᠦᠭ ᠢᠶᠡᠷ ᠢᠶᠡᠨ ᠢᠷᠡᠵᠤ ᠪᠤᠭᠳᠠ ᠨᠤᠶᠠᠨ ᠵᠢᠩᠭᠠᠷ ᠬᠠᠭᠠᠨ ᠢ ᠲᠠᠭᠠᠭᠰᠠᠨ ᠪᠤᠯᠤᠩᠬᠠᠢ ᠬᠦᠪᠡᠭᠦᠨ ᠲᠤᠭᠰᠢᠨ ᠬᠠᠷ᠎ᠠ ᠰᠠᠷᠠᠯ ᠰᠠᠭᠤᠪᠠ ᠬᠡᠨ᠎ᠡ ᠯᠠᠢ ᠵᠠ ᠲᠣᠭᠰᠢᠨ ᠬᠠᠷ᠎ᠠ ᠰᠠᠷᠠᠯ  ᠤᠨ ᠴᠢᠨᠢ ᠳᠠᠷᠠᠭ᠎ᠠ ᠰᠠᠭᠤᠳᠠᠭ ᠪᠠᠭᠠᠲᠤᠷ ᠪᠣᠯᠬᠤᠯ᠎ᠠ ᠴᠠᠪᠴᠢᠬᠤᠯ᠎ᠠ ᠴᠠᠭᠠᠨ ᠴᠢᠯᠠᠭᠤ ᠪᠣᠯᠳᠠᠭ ᠣᠭᠲᠣᠯᠤᠠᠤ᠋ᠯ᠎ᠠ ᠤᠯᠠᠭᠠᠨ ᠴᠢᠯᠠᠭᠤ ᠪᠣᠯᠳᠠᠭ ᠬᠠᠳᠠ ᠶ᠋ᠢᠨ ᠴᠢᠨᠡᠭᠡ ᠬᠠᠷ᠎ᠠ ᠰᠠᠬᠠᠯ ᠲᠠᠢ ᠨᠠᠴᠢᠨ ᠱᠣᠩᠬᠣᠷ ᠭᠡᠳᠡᠭ ᠯᠡ ᠪᠠᠭᠠᠳᠤᠷ ᠰᠠᠭᠤᠪᠠ ᠭᠡᠨ᠎ᠡ ᠯᠠᠢ ᠵᠠ ᠰᠠᠨᠰᠠᠷ ᠪᠦᠷᠭᠦᠳ ᠭᠡᠳᠡᠭ ᠪᠠᠭᠠᠳᠤᠷ  ᠢ ᠴᠢᠨᠢ ᠬᠡᠯᠡᠭᠡᠳ ᠢᠷᠡᠳᠡᠭ ᠪᠣᠯᠬᠤᠯ᠎ᠠ ᠰᠥᠨᠢ ᠳᠤᠮᠳᠠ ᠨᠢ ᠪᠣᠯᠬᠤᠯ᠎ᠠ ᠬᠠᠷ᠎ᠠ ᠪᠦᠷᠭᠦᠳ ᠪᠣᠯᠵᠤ ᠬᠠᠰᠢᠶ᠎ᠠ ᠮᠠᠨᠠᠨ ᠳ᠋ᠤ᠌ ᠭᠠᠷᠳᠠᠭ ᠡᠳᠦᠷ ᠲᠤ ᠪᠣᠯᠬᠤᠯ᠎ᠠ ᠪᠣᠭᠣ ᠮᠠᠷᠠᠯ ᠪᠣᠯᠳᠠᠭ ᠬᠠᠷᠭᠤᠭ ᠲᠠᠭᠤᠨ ᠭᠠᠷᠳᠠᠭ ᠬᠠᠭᠠᠨ ᠨᠣᠶᠠᠨ ᠵᠢᠩᠭᠠᠷ ᠢ᠋ ᠴᠢᠨᠢ ᠬᠠᠷᠠᠭᠤᠯᠵᠡᠢ  ᠭᠡᠳᠡᠭ ᠪᠠᠭᠠᠲᠤᠷ ᠪᠢᠰᠢᠶᠥ ᠵᠠ ᠡᠨᠡ ᠣᠯᠠᠨ ᠪᠠᠭᠠᠲᠤᠷ ᠤ᠋ᠳ ᠢ᠋ ᠠᠭᠲᠠ ᠬᠦᠯᠦᠭ  ᠤᠨ ᠬᠤᠷᠳᠤᠨ ᠰᠢᠷᠦᠭᠦᠨ ᠬᠣᠶᠠᠷ  ᠢ ᠦᠵᠡᠳᠡᠭ ᠭᠠᠵᠠᠷ ᠬᠠᠮᠢᠭ᠎ᠠ ᠪᠠᠢᠳᠠᠭ ᠪᠣᠯᠪᠠ ᠭᠡᠳ ᠡᠭᠡᠷᠡᠮ᠎ ᠵᠡᠪᠰᠡᠭ  ᠤᠨ ᠬᠤᠷᠴᠠ ᠬᠠᠲᠠᠭᠤ ᠬᠣᠶᠠᠷ ᠢ᠋ ᠰᠦᠷᠳᠡᠭ ᠴᠠᠭ ᠨᠢ ᠬᠡᠵᠢᠶ᠎ᠡ ᠬᠠᠷᠠᠭᠤᠯᠬᠤ ᠪᠣᠯᠪᠠ ᠭᠡᠳ ᠭᠤᠷ ᠭᠤᠷ  ᠢᠶᠠᠨ ᠠᠳᠬᠤᠯᠴᠠᠭᠠᠳ ᠭᠤᠶ᠎ᠠ ᠭᠤᠶ᠎ᠠ ᠪᠠᠨ ᠪᠡᠵᠢᠯᠴᠡᠭᠠᠥᠨ ᠡᠭᠡᠮ᠎ ᠳᠠᠯᠣ ᠪᠠᠨ ᠲᠠᠲᠠᠯᠴᠠᠭᠠᠥᠨ ᠡᠢᠮᠤ ᠣᠯᠠᠨ ᠪᠠᠭᠠᠳᠤᠷᠴᠥᠥᠨ ᠯᠠ ᠶᠤᠮ ᠰᠠᠨᠵᠠᠢ ᠭᠡᠨ᠎ᠡ ᠯᠠᠢ